ᠡᠬᠡ ᠪᠠᠢᠢᠭᠠᠯᠢ
  ᠠᠯᠳᠠᠨᠰᠠᠡᠭ       
         
  8642
   28
   2019-01-11
   2019-07-05
  6
 
 
ᠪᠦᠭᠦᠳᠡ ᠨᠠᠢᠢᠷᠠᠮᠳᠠᠬᠤ ᠲᠤᠮᠳᠠᠳᠦ ᠠᠷᠠᠤᠨ ᠤᠯᠤᠰ ᠤᠨ ᠠᠷᠠᠤᠨ ᠤᠨ ᠡᠶᠡᠳᠡᠭᠦᠯᠬᠦ ᠬᠠᠤᠯᠢ ︵2010 ᠣᠨ ᠤ8 ᠰᠠᠷ᠎ᠠ ᠶᠢᠨ28 ᠦ ᠡᠳᠦᠷ ᠠᠷᠪᠠᠨ ᠨᠢᠭᠡᠳᠦᠭᠡᠷ ᠬᠤᠭᠤᠴᠠᠭᠠᠨ ᠤ ᠪᠦᠬᠦ ᠤᠯᠤᠰ ᠤᠨ ᠠᠷᠠᠤᠨ ᠤᠨ ᠲᠦᠯᠤᠭᠡᠯᠡᠭᠴᠢᠦᠨ  ᠤᠨ ᠶᠡᠭᠡ ᠬᠣᠷᠠᠯ ᠤᠨ ᠪᠠᠢᠢᠩᠭᠣ ᠶᠢᠨ ᠬᠣᠷᠢᠶᠡᠨ ᠤ ᠠᠷᠪᠠᠨ ᠵᠢᠷᠭᠣᠳᠣᠭᠠᠷ ᠣᠳᠠᠭᠠᠨ ᠤ ᠬᠣᠷᠠᠯ ᠢᠶᠠᠷ ᠪᠠᠳᠣᠯᠡᠪᠡ︶
 
   2019-07-04 19:52
  38 
0
                      ᠨᠢᠭᠡᠳᠦᠭᠡᠷ ᠪᠦᠯᠦᠭ ᠶᠡᠷᠣᠩᠭᠡᠢ ᠲᠥᠷᠢᠮ
ᠨᠢᠭᠡᠳᠣᠭᠡᠷ ᠵᠤᠷᠪᠣᠰ᠂ ᠠᠷᠠᠤᠨ ᠤᠨ ᠡᠶᠡᠳᠡᠭᠦᠯᠬᠦ ᠲᠥᠷᠢᠮ ᠢ ᠲᠡᠭᠦᠯᠳᠡᠷᠵᠢᠭᠦᠯᠵᠦ᠂ ᠠᠷᠡᠤᠨ ᠤᠨ ᠡᠶᠡᠳᠡᠭᠦᠯᠭᠡ ᠶᠢᠨ ᠠᠵᠢᠯᠯᠠᠭ᠎ᠠ ᠶᠢ ᠲᠦᠷᠢᠮᠵᠢᠭᠦᠯᠵᠦ᠂ ᠠᠷᠠᠤᠨ ᠤᠨ ᠵᠢᠭᠣᠷᠭᠠᠨ ᠢ ᠴᠠᠭ ᠲᠠᠷᠤᠢ ᠳ᠋ᠤᠨᠢ ᠰᠢᠢᠤᠨᠪᠣᠷᠢᠯᠡᠵᠦ᠂ ᠨᠡᠢᠢᠭᠡᠮ ᠦᠨ ᠡᠶ᠎ᠡ ᠵᠣᠭᠢᠴᠡᠯ ᠠᠮᠤᠷ ᠲᠣᠭᠳᠠᠭᠣᠨ ᠢ ᠬᠠᠮᠠᠭᠠᠯᠠᠬᠤ ᠶᠢᠨ ᠲᠦᠯᠤᠭᠡ᠂ ᠦᠨᠳᠣᠰᠣᠨ ᠬᠠᠣᠯᠢ ᠶᠢ ᠦᠨᠳᠣᠰᠣᠯᠡᠵᠦ᠂ ᠲᠣᠰ ᠬᠠᠣᠯᠢ ᠶᠢ ᠲᠣᠭᠳᠠᠭᠠᠪᠠ᠃
ᠬᠣᠶᠠᠳᠣᠭᠠᠷ ᠵᠣᠷᠪᠣᠰ᠂ ᠲᠣᠰ ᠬᠠᠣᠯᠢ ᠳᠤ ᠲᠣᠷᠠᠳᠣᠭᠰᠠᠨ ᠠᠷᠠᠤᠨ ᠤᠨ ᠡᠶᠡᠳᠡᠭᠦᠯᠭᠡ ᠭᠡᠳᠡᠭ ᠨᠢ ᠠᠷᠠᠤᠨ ᠤᠨ ᠡᠶᠡᠳᠡᠭᠦᠯᠬᠦ ᠵᠦᠪᠯᠡᠯ ᠨᠢ ᠢᠤᠨᠬᠠᠬᠤ᠂ ᠭᠦᠳᠦᠯᠤᠨ ᠵᠢᠯᠤᠭᠣᠤᠨᠬᠤ ᠵᠡᠷᠭᠡ ᠠᠷᠭ᠎ᠠ ᠪᠠᠷ ᠲᠠᠮᠵᠢᠨ ᠲᠣᠬᠠᠢ ᠶᠢᠨ ᠭᠦᠮᠦᠨ ᠲᠠᠢ ᠡᠷᠭᠡ ᠲᠡᠭᠰᠢ ᠵᠦᠪᠳᠡᠯᠴᠡᠭᠰᠡᠨ ᠰᠠᠭᠣᠷᠢᠨ ᠲᠡᠭᠡᠷ᠎ᠡ ᠰᠠᠢᠢᠨ ᠲᠣᠷ᠎ᠡ ᠠᠴᠠ ᠪᠠᠨ ᠡᠶᠡᠳᠡᠭᠦᠯᠭᠡ ᠶᠢᠨ ᠭᠡᠯᠡᠯᠴᠡᠭᠡᠷ ᠢ ᠲᠣᠬᠳᠡᠵᠦ᠂ ᠠᠷᠠᠤᠨ ᠤᠨ ᠵᠢᠭᠣᠷᠭᠠᠨ ᠢ ᠰᠢᠢᠤᠨᠪᠣᠷᠢᠯᠡᠬᠦ ᠶᠢ ᠭᠡᠯᠡᠨ᠎ᠡ᠃
ᠭᠣᠷᠪᠠᠳᠣᠭᠠᠷ ᠵᠤᠷᠪᠣᠰ᠂ ᠠᠷᠠᠤᠨ ᠤᠨ ᠡᠶᠡᠳᠡᠭᠦᠯᠭᠦ ᠵᠦᠪᠯᠡᠯ ᠨᠢ ᠠᠷᠠᠤᠨ ᠤᠨ ᠵᠢᠭᠣᠷᠭᠠᠨ ᠢ ᠡᠶᠡᠳᠡᠭᠦᠯᠭᠦ ᠳᠦ ᠲᠣᠣᠷᠡᠭᠢ ᠵᠠᠷᠴᠢᠮ ᠢ ᠵᠢᠷᠤᠮᠯᠠᠬᠤ ᠭᠡᠷᠡᠭᠳᠡᠢ᠄
︵ ᠨᠢᠭᠡ︶ ᠲᠣᠬᠠᠢ ᠶᠢᠨ ᠭᠦᠮᠦᠨ ᠦ ᠰᠠᠢᠢᠨ ᠲᠣᠷ᠎ᠠ ᠠᠴᠠ ᠪᠠᠨ᠂ ᠡᠷᠭᠡ ᠲᠡᠭᠰᠢ ᠶᠢᠨ ᠰᠠᠭᠣᠷᠢᠨ ᠲᠡᠭᠡᠷ᠎ᠡ ᠡᠶᠡᠳᠡᠭᠦᠯᠭᠡ ᠵᠣᠭᠢᠴᠡᠭᠣᠯᠭ᠎ᠠ ᠭᠢᠨ᠎ᠡ᠃
︵ ᠬᠣᠶᠡᠷ︶ ᠬᠠᠤᠯᠢ ᠴᠠᠭᠠᠵᠠ᠂ ᠬᠠᠤᠯᠢ ᠲᠥᠷᠢᠮ᠂ ᠣᠯᠣᠰ ᠤᠨ ᠲᠦᠷᠥ ᠶᠢᠨ ᠪᠣᠳᠣᠯᠭ᠎ᠠ ᠶᠢ ᠵᠦᠷᠢᠴᠡᠭᠦ ᠦᠭᠡᠢ ᠪᠠᠢᠢᠬᠤ ᠭᠡᠷᠡᠭᠳᠡᠢ᠃
︵ ᠭᠣᠷᠪᠡ︶ ᠲᠣᠬᠠᠢ ᠶᠢᠨ ᠭᠦᠮᠦᠨ ᠦ ᠡᠷᠭᠡ ᠮᠡᠳᠡᠯ ᠢ ᠭᠦᠨᠳᠦᠣᠨᠬᠡᠵᠦ᠂ ᠡᠶᠡᠳᠡᠭᠦᠯᠭᠡ ᠡᠴᠡ ᠪᠣᠯᠵᠦ ᠲᠣᠬᠠᠢ ᠶᠢᠨ ᠭᠦᠮᠤᠨ ᠤ ᠬᠠᠤᠯᠢ ᠶᠣᠰᠣᠭᠠᠷ ᠲᠠᠰᠣᠯᠬᠤ᠂ ᠵᠠᠰᠠᠭ ᠵᠠᠭᠢᠷᠭᠠᠨ᠂ ᠬᠠᠤᠯᠢ ᠴᠠᠭᠠᠵᠠ ᠶᠢᠨ ᠠᠷᠭ᠎ᠠ ᠵᠠᠮ  ᠪᠠᠷ ᠦᠪᠡᠷ ᠦᠨ ᠡᠷᠭᠡ ᠪᠡᠨ ᠬᠠᠮᠠᠭᠠᠯᠠᠬᠤ ᠶᠢ ᠬᠣᠷᠢᠭᠯᠠᠵᠤ ᠪᠣᠯᠬᠣ ᠦᠭᠡᠢ᠃
ᠲᠦᠷᠪᠡᠳᠦᠭᠡᠷ ᠵᠣᠷᠪᠣᠰ᠂ ᠠᠷᠠᠤᠨ ᠤᠨ ᠡᠶᠡᠳᠡᠭᠦᠯᠭᠦ ᠵᠦᠪᠯᠡᠯ ᠨᠢ ᠠᠷᠠᠤᠨ ᠤᠨ ᠵᠢᠭᠣᠷᠭᠠᠨ ᠢ ᠡᠶᠡᠳᠡᠭᠦᠯᠭᠦ ᠳᠦ ᠶᠠᠮᠠᠷᠴᠦ ᠰᠦᠢᠳᠬᠡᠯ ᠬᠣᠷᠢᠶᠠᠵᠦ ᠪᠣᠯᠬᠤ ᠦᠭᠡᠢ᠃
ᠲᠠᠪᠣᠳᠣᠭᠠᠷ ᠵᠣᠷᠪᠣᠰ᠂ ᠲᠦᠷᠥ ᠶᠢᠨ ᠶᠠᠪᠣᠳᠡᠯ ᠤᠨ ᠬᠣᠷᠢᠶᠠᠨ ᠤ ᠬᠠᠤᠯᠢ ᠴᠠᠭᠠᠵᠠ ᠵᠠᠰᠠᠭ ᠵᠠᠭᠢᠷᠭᠠᠨ ᠤ ᠰᠠᠯᠠᠭ᠎ᠠ ᠮᠦᠴᠢᠷ ᠡᠴᠡ ᠪᠦᠭᠦ ᠣᠯᠣᠰ ᠤᠨ ᠠᠷᠠᠤᠨ  ᠤᠨ ᠡᠶᠡᠳᠡᠭᠦᠯᠭᠡ ᠶᠢᠨ ᠠᠵᠢᠯ ᠢ ᠬᠠᠷᠢᠭᠣᠴᠡᠨ ᠵᠢᠯᠣᠭᠣᠣᠨᠴᠦ᠂ ᠰᠢᠶᠠᠨ ᠤ ᠲᠡᠰ ᠡᠴᠡ ᠲᠡᠭᠡᠭᠰᠢᠭᠢ ᠣᠷᠣᠨ ᠨᠣᠳᠣᠭ ᠤᠨ ᠠᠷᠠᠣᠨ ᠤᠨ ᠵᠠᠰᠠᠭ ᠤᠨ ᠣᠷᠳᠣᠨ ᠤ ᠬᠠᠤᠯᠢ ᠴᠠᠭᠠᠵᠠ ᠶᠢᠨ ᠵᠠᠰᠠᠭ ᠵᠠᠭᠢᠷᠭᠠᠨ ᠤ ᠰᠠᠯᠠᠭ᠎ᠠ ᠮᠦᠴᠢᠷ ᠲᠣᠰ ᠵᠠᠰᠠᠭ ᠵᠠᠭᠢᠷᠭᠠᠨ ᠤ ᠭᠦᠷᠢᠶ᠎ᠡ ᠭᠡᠪᠴᠢᠶᠡᠨ ᠳᠡᠬᠢ ᠠᠷᠠᠤᠨ ᠤᠨ ᠡᠶᠡᠳᠡᠭᠦᠯᠭᠡ ᠶᠢᠨ ᠠᠵᠢᠯ ᠢ ᠬᠠᠷᠢᠭᠣᠴᠡᠨ ᠵᠢᠯᠣᠭᠣᠳᠣᠨ᠎ᠡ᠃
ᠦᠨᠳᠣᠰᠣᠨ ᠱᠠᠳᠤᠨ ᠤ ᠰᠢᠭᠦᠭᠦ ᠬᠣᠷᠢᠶ᠎ᠠ ᠨᠢ ᠠᠷᠠᠤᠨ ᠤᠨ ᠵᠢᠭᠣᠷᠭᠠᠨ ᠢ ᠡᠶᠡᠳᠡᠭᠦᠯᠬᠦ ᠳᠦ ᠲᠤᠬᠠᠢᠢᠯᠠᠭᠰᠠᠨ ᠠᠵᠢᠯ ᠤᠨ ᠵᠢᠯᠤᠭᠤᠳᠤᠯᠭ᠎ᠠ ᠭᠢᠨ᠎ᠡ᠃
ᠵᠢᠷᠭᠣᠳᠣᠭᠠᠷ ᠵᠣᠷᠪᠣᠰ᠂ ᠠᠷᠠᠤᠨ ᠤᠨ ᠡᠶᠡᠳᠡᠭᠦᠯᠭᠡ ᠶᠢᠨ ᠠᠵᠢᠯ ᠢ ᠣᠯᠣᠰ ᠠᠴᠠ ᠵᠣᠷᠢᠭᠵᠢᠭᠤᠯᠤᠨ ᠲᠡᠣᠨᠬᠦᠨ᠎ᠡ᠃ ᠰᠢᠶᠡᠨ ᠦ ᠲᠡᠰ ᠡᠴᠡ ᠲᠡᠭᠡᠭᠰᠢᠭᠢ ᠣᠷᠣᠨ ᠨᠣᠳᠣᠭ ᠤᠨ ᠠᠷᠠᠤᠨ ᠤᠨ ᠵᠠᠰᠠᠭ ᠤᠨ ᠣᠷᠳᠣᠨ ᠠᠷᠠᠤᠨ ᠤᠨ ᠡᠶᠡᠳᠡᠭᠦᠯᠭᠡ ᠶᠢᠨ ᠠᠵᠢᠯ ᠳᠤ ᠭᠡᠷᠡᠭᠰᠡᠭᠦ ᠵᠠᠷᠣᠳᠠᠯ ᠰᠦᠢᠤᠨᠬᠡᠯ ᠳᠤ ᠲᠡᠮᠵᠢᠯᠭᠡ ᠪᠠ ᠪᠠᠳᠣᠯᠠᠭ᠎ᠠ ᠬᠠᠩᠭᠠᠵᠦ᠂ ᠲᠣᠪᠣᠢᠢᠮ᠎ᠡ ᠬᠤᠪᠢ ᠨᠡᠮᠡᠷᠢ ᠲᠠᠢ ᠠᠷᠠᠤᠨ ᠤᠨ ᠡᠶᠡᠳᠡᠭᠦᠯᠭᠡ ᠶᠢᠨ ᠵᠦᠪᠯᠡᠯ ᠭᠢᠭᠡᠤᠨ ᠠᠷᠠᠤᠨ ᠤᠨ ᠡᠶᠡᠳᠡᠬᠥᠯᠥᠭᠴᠢ ᠶᠢ ᠣᠯᠣᠰ ᠤᠨ ᠲᠣᠭᠳᠠᠭᠠᠯ ᠶᠣᠰᠤᠭᠠᠷ ᠭᠦᠭᠢᠬᠦᠯᠤᠨ ᠱᠠᠩᠨᠠᠬᠤ ᠭᠡᠷᠡᠭᠳᠡᠢ᠃
             ᠬᠣᠶᠡᠳᠣᠭᠠᠷ ᠪᠦᠯᠦᠭ᠂ ᠠᠷᠠᠤᠨ ᠤᠨ ᠡᠶᠡᠳᠡᠭᠦᠯᠬᠦ ᠵᠦᠪᠯᠡᠯ
ᠲᠤᠯᠤᠳᠤᠭᠠᠷ ᠵᠤᠷᠪᠤᠰ᠂ ᠠᠷᠠᠤᠨ  ᠤᠨ ᠡᠶᠡᠳᠡᠭᠦᠯᠬᠦ ᠵᠦᠪᠯᠡᠯ ᠪᠣᠯ ᠬᠠᠤᠯᠢ ᠶᠣᠰᠣᠭᠠᠷ ᠪᠠᠢᠢᠭᠣᠯᠣᠭᠰᠠᠨ ᠠᠷᠠᠤᠨ ᠤᠨ ᠵᠢᠭᠣᠷᠭᠠᠨ ᠢ ᠡᠶᠡᠳᠡᠭᠦᠯᠤᠨ ᠰᠢᠢᠤᠨᠪᠣᠷᠢᠯᠡᠬᠦ ᠣᠯᠠᠨ ᠲᠦᠮᠡᠨᠴᠢ ᠴᠢᠨᠡᠷᠳᠡᠢ ᠵᠣᠭᠢᠶᠡᠨ ᠪᠠᠢᠢᠭᠤᠯᠤᠯᠳᠡ ᠪᠤᠯᠤᠨ᠎ᠡ᠃
ᠨᠠᠢ᠌ᠮᠡᠳᠣᠭᠠᠷ ᠵᠤᠷᠪᠣᠰ᠂ ᠲᠣᠰᠬᠤᠨ ᠤ ᠠᠷᠡᠤᠨ ᠤᠨ ᠵᠦᠪᠯᠡᠯ᠂ ᠰᠠᠭᠣᠭᠠᠯᠢ ᠠᠷᠡᠤᠨ ᠤᠨ ᠵᠦᠪᠯᠡᠯ ᠳᠦ ᠠᠷᠡᠤᠨ ᠤᠨ ᠡᠶᠡᠳᠡᠭᠦᠯᠬᠦ ᠵᠦᠪᠯᠡᠯ ᠢ ᠪᠠᠢᠢᠭᠤᠯᠤᠨ᠎ᠡ᠃ ᠠᠵᠦ ᠠᠬᠤᠢᠢᠯᠡᠯ ᠠᠵᠢᠯ ᠤᠢᠢᠯᠡᠰ ᠤᠨ ᠪᠠᠢᠢᠭᠤᠯᠭ᠎ᠠ ᠭᠡᠷᠡᠭᠴᠡᠭᠡ ᠪᠡᠨ ᠦᠨᠳᠣᠰᠦᠯᠡᠵᠦ ᠠᠷᠡᠤᠨ ᠤᠨ ᠡᠶᠡᠳᠡᠭᠦᠯᠬᠦ ᠵᠦᠪᠯᠡᠯ ᠢ ᠪᠠᠢᠢᠭᠤᠯᠵᠦ ᠪᠤᠯᠤᠨ᠎ᠠ᠃
ᠠᠷᠠᠤᠨ ᠤᠨ ᠡᠶᠡᠳᠡᠭᠦᠯᠬᠦ ᠵᠦᠪᠯᠡᠯ ᠨᠢ ᠭᠣᠷᠪᠡ ᠠᠴᠠ ᠶᠢᠰᠤᠨ ᠭᠡᠰᠢᠭᠦᠨ ᠢᠶᠡᠷ ᠪᠦᠷᠢᠯᠳᠦᠵᠦ᠂ ᠨᠢᠭᠡ ᠡᠷᠭᠢᠯᠡᠭᠴᠢ ᠲᠡᠢ᠂ ᠴᠢᠬᠤᠯᠡ ᠲᠠᠢ ᠦᠶ᠎ᠡ ᠳᠦ ᠭᠡᠳᠦᠨ ᠳᠡᠳ᠋ ᠡᠷᠭᠢᠯᠡᠭᠴᠢ ᠲᠣᠮᠢᠯᠡᠵᠦ ᠪᠣᠯᠤᠨ᠎ᠡ᠃
ᠠᠷᠡᠤᠨ ᠤᠨ ᠡᠶᠡᠳᠡᠭᠦᠯᠬᠦ ᠵᠦᠪᠯᠡᠯ ᠨᠢ ᠡᠮᠡᠭᠳᠡᠢ ᠭᠡᠰᠢᠭᠦᠨ ᠲᠡᠢ ᠪᠠᠢᠢᠬᠤ ᠭᠡᠷᠡᠭᠳᠡᠢ᠂ ᠣᠯᠡᠨ ᠦᠨᠳᠣᠰᠣᠳᠡᠨ ᠰᠠᠭᠣᠷᠢᠰᠢᠬᠰᠡᠨ ᠭᠠᠵᠡᠷ ᠣᠷᠣᠨ ᠳᠤ ᠴᠦᠭᠡᠨ ᠲᠣᠭᠠᠳᠦ ᠦᠨᠳᠣᠰᠣᠳᠡᠨ ᠤ ᠭᠡᠰᠢᠭᠦᠨ ᠪᠠᠢᠢᠬᠣ ᠭᠡᠷᠡᠭᠳᠡᠢ᠃
ᠶᠢᠰᠣᠳᠣᠭᠡᠷ ᠵᠣᠷᠪᠣᠰ᠂ ᠲᠤᠰᠬᠤᠨ ᠤ ᠠᠷᠠᠤᠨ ᠤᠨ ᠵᠦᠪᠯᠡᠯ᠂ ᠰᠠᠭᠣᠭᠠᠯᠢ ᠠᠷᠠᠣᠨ ᠤᠨ ᠵᠦᠪᠯᠡᠯ ᠤᠨ ᠠᠷᠠᠤᠨ ᠤᠨ ᠡᠶᠡᠳᠡᠭᠦᠯᠬᠦ ᠵᠦᠪᠯᠡᠯ ᠦᠨ ᠭᠡᠰᠢᠬᠦᠨ ᠢ ᠲᠣᠰᠬᠤᠨ ᠤ ᠠᠷᠠᠤᠨ ᠤᠨ ᠬᠣᠷᠡᠯ ᠪᠣᠶᠤ ᠲᠣᠰᠬᠤᠨ ᠤ ᠠᠷᠡᠤᠨ ᠤᠨ ᠲᠦᠯᠤᠭᠡᠯᠡᠭᠴᠢᠦᠨ ᠤᠨ ᠬᠤᠷᠡᠯ᠂ ᠰᠠᠭᠣᠭᠠᠯᠢ ᠠᠷᠡᠤᠨ ᠤᠨ ᠬᠣᠷᠡᠯ ᠢᠶᠠᠷ ᠰᠣᠡᠭᠭᠤᠵᠦ ᠭᠠᠷᠭᠠᠨ᠎ᠠ᠃ ᠠᠵᠦ ᠠᠬᠤᠢᠢᠯᠡᠯ ᠠᠵᠢᠯ ᠣᠢᠢᠯᠡᠰ ᠤᠨ ᠪᠠᠢᠢᠭᠤᠯᠭ᠎ᠠ ᠳᠤ ᠪᠠᠢᠢᠭᠣᠯᠤᠭᠰᠠᠨ ᠠᠷᠡᠤᠨ ᠤᠨ ᠡᠶᠡᠳᠡᠭᠦᠯᠬᠦ ᠵᠦᠪᠯᠡᠯ ᠦᠨ ᠭᠡᠰᠢᠭᠦᠤᠨ ᠢ ᠠᠵᠢᠯᠳᠡᠨ ᠠᠵᠢᠯᠴᠢᠤᠨ ᠤᠨ ᠶᠡᠭᠡ ᠬᠣᠷᠡᠯ᠂ ᠠᠵᠢᠯᠳᠡᠨ ᠠᠵᠢᠯᠴᠢᠤᠨ ᠤᠨ ᠲᠦᠯᠤᠭᠡᠯᠡᠭᠴᠢᠦᠨ ᠤᠨ ᠬᠣᠷᠡᠯ ᠪᠣᠶᠦ ᠠᠵᠢᠯᠳᠡᠨ ᠤ ᠡᠪᠯᠡᠯ ᠡᠴᠡ ᠵᠤᠭᠢᠶᠡᠨ ᠪᠠᠢᠢᠭᠤᠯᠵᠦ ᠰᠣᠩᠭᠣᠨ ᠭᠠᠷᠭᠠᠨ᠎ᠠ᠃
ᠠᠷᠡᠤᠨ ᠤᠨ ᠡᠶᠡᠳᠡᠭᠦᠯᠬᠦ ᠵᠦᠪᠯᠡᠯ ᠤᠨ ᠭᠡᠰᠢᠭᠦᠤᠨ  ᠤᠨ ᠲᠣᠰᠢᠶᠠᠯ ᠤᠨ ᠬᠣᠭᠣᠴᠠᠭ᠎ᠠ ᠨᠢ ᠭᠣᠷᠪᠠᠨ ᠵᠢᠯ ᠪᠠᠢᠢᠵᠦ᠂ ᠲᠠᠭᠢᠨ ᠰᠣᠩᠭᠣᠭᠳᠠᠵᠤ ᠦᠷᠭᠦᠯᠵᠢᠯᠡᠨ ᠲᠣᠰᠢᠶᠡᠯ ᠬᠠᠷᠢᠭᠣᠴᠡᠵᠦ ᠪᠣᠯᠤᠨ᠎ᠡ᠃
ᠠᠷᠪᠠᠳᠣᠭᠠᠷ ᠵᠣᠷᠪᠣᠰ᠂ ᠰᠢᠶᠡᠨ ᠦ ᠲᠡᠰ ᠦᠨ ᠠᠷᠡᠤᠨ ᠤᠨ ᠵᠠᠰᠠᠭ ᠤᠨ ᠣᠷᠳᠣᠨ ᠤ ᠬᠠᠣᠯᠢ ᠴᠠᠭᠠᠵᠠ ᠶᠢᠨ ᠵᠠᠰᠠᠭ ᠵᠠᠭᠢᠷᠭᠠᠨ ᠤ ᠰᠠᠯᠠᠭ᠎ᠠ ᠮᠦᠴᠢᠷ ᠨᠢ ᠲᠤᠰ ᠵᠠᠰᠠᠭ ᠵᠠᠭᠢᠷᠭᠠᠨ ᠤ ᠭᠦᠷᠢᠶ᠎ᠡ ᠭᠡᠪᠴᠢᠶᠡᠨ ᠳᠡᠬᠢ ᠠᠷᠡᠤᠨ ᠤᠨ ᠡᠶᠡᠳᠡᠭᠦᠯᠬᠦ ᠵᠦᠪᠯᠡᠯ ᠢ ᠪᠠᠢᠢᠭᠣᠯᠤᠭᠰᠠᠨ ᠪᠠᠢᠢᠳᠡᠯ ᠳᠤ ᠳᠣᠭ᠎ᠠ ᠪᠣᠷᠢᠤᠨᠬᠡᠯ ᠭᠢᠵᠦ᠂ ᠠᠷᠡᠤᠨ ᠤᠨ ᠡᠶᠡᠳᠡᠭᠦᠯᠬᠦ ᠵᠦᠪᠯᠡᠯ
ᠵᠢᠴᠢ ᠭᠡᠰᠢᠭᠦᠤᠨ ᠤᠨ ᠲᠣᠭᠢᠷᠭᠣᠯᠤᠯᠳᠡ ᠶᠢᠨ ᠪᠠᠢᠢᠳᠡᠯ ᠢ ᠴᠠᠭ ᠲᠣᠬᠠᠢ ᠳ᠋ᠤᠨᠢ ᠰᠠᠭᠣᠭ᠎ᠠ ᠭᠠᠵᠡᠷ ᠤᠨ ᠦᠨᠳᠣᠰᠣᠨ ᠱᠡᠳᠣᠨ ᠤ ᠠᠷᠡᠤᠨ ᠤᠨ ᠰᠢᠭᠦᠬᠦ ᠬᠤᠷᠢᠶ᠎ᠡ ᠳᠤ ᠮᠡᠳᠡᠭᠦᠯᠬᠦ ᠭᠡᠷᠡᠭᠳᠡᠢ᠃
ᠠᠷᠪᠠᠨ ᠨᠢᠭᠡᠳᠣᠭᠡᠷ ᠵᠣᠷᠪᠣᠰ᠂ ᠠᠷᠡᠤᠨ ᠤᠨ ᠡᠶᠡᠳᠡᠭᠦᠯᠬᠦ ᠵᠦᠪᠯᠡᠯ ᠨᠢ ᠡᠯ᠎ᠡ ᠲᠦᠷᠤᠯ ᠤᠨ ᠡᠶᠡᠳᠡᠭᠦᠯᠤᠨ ᠵᠤᠭᠢᠴᠡᠭᠣᠯᠬᠤ ᠠᠵᠢᠯ ᠤᠨ ᠲᠥᠷᠢᠮ ᠢ ᠲᠣᠭᠳᠠᠭᠠᠨ ᠪᠣᠷᠢᠨᠰᠢᠭᠦᠯᠵᠦ᠂ ᠣᠯᠡᠨ ᠲᠦᠮᠡᠨ ᠦ ᠰᠠᠨᠡᠯ ᠢ ᠰᠣᠨᠣᠰᠴᠦ᠂ ᠤᠯᠠᠨ ᠲᠦᠮᠡᠨ ᠦ ᠬᠢᠨᠡᠯᠳᠡ ᠶᠢ ᠭᠦᠯᠢᠶᠡᠭᠦ ᠭᠡᠷᠡᠭᠳᠡᠢ᠃
ᠠᠷᠪᠠᠨ ᠬᠣᠶᠠᠳᠣᠭᠠᠷ ᠵᠣᠷᠪᠣᠰ᠂ ᠲᠣᠰᠬᠣᠨ ᠤ ᠠᠷᠠᠤᠨ ᠤᠨ ᠵᠦᠪᠯᠡᠯ ᠂ ᠰᠠᠭᠣᠭᠠᠯᠢ ᠠᠷᠠᠣᠨ ᠤᠨ ᠵᠦᠪᠯᠡᠯ ᠭᠢᠭᠡᠤᠨ ᠠᠵᠦ ᠠᠬᠤᠢᠢᠯᠡᠯ ᠠᠵᠢᠯ ᠣᠢᠢᠯᠡᠰ ᠤᠨ ᠪᠠᠢᠢᠭᠣᠯᠭ᠎ᠠ ᠠᠴᠠ ᠠᠷᠡᠤᠨ ᠤᠨ ᠡᠶᠡᠳᠡᠭᠦᠯᠭᠦ ᠵᠦᠪᠯᠡᠯ ᠦᠨ ᠠᠵᠢᠯ ᠢᠶᠠᠨ ᠦᠷᠨᠢᠬᠦᠯᠬᠦ ᠳᠦ ᠨᠦᠭᠦᠴᠡᠯ ᠪᠦᠷᠢᠯᠳᠦᠬᠦᠯᠵᠦ᠂ ᠭᠡᠷᠡᠭᠴᠡᠭᠡ ᠪᠦᠭᠦᠢ ᠵᠠᠷᠣᠳᠡᠯ ᠮᠦᠩᠭᠦ ᠶᠢ ᠬᠠᠩᠭᠠᠵᠦ ᠦᠭᠭᠥ ᠭᠡᠷᠡᠭᠳᠡᠢ᠃
            ᠭᠣᠷᠪᠠᠳᠣᠭᠠᠷ ᠪᠦᠯᠦᠭ᠂ ᠠᠷᠡᠤᠨ ᠤᠨ ᠡᠶᠡᠳᠡᠭᠦᠯᠦᠭᠴᠢ
ᠠᠷᠪᠠᠨ ᠭᠣᠷᠪᠠᠳᠣᠭᠠᠷ ᠵᠤᠷᠪᠤᠰ᠂ ᠠᠷᠡᠤᠨ ᠤᠨ ᠡᠶᠡᠳᠡᠭᠦᠯᠦᠭᠴᠢ ᠨᠢ ᠠᠷᠡᠤᠨ ᠤᠨ ᠡᠶᠡᠳᠡᠭᠦᠯᠬᠦ ᠵᠦᠪᠯᠡᠯ ᠦᠨ ᠭᠡᠰᠢᠭᠦᠤᠨ ᠭᠢᠭᠡᠤᠨ ᠠᠷᠡᠣᠨ ᠤᠨ ᠡᠶᠡᠳᠡᠭᠦᠯᠬᠦ ᠵᠦᠪᠯᠡᠯ ᠦᠨ ᠤᠷᠢᠵᠦ ᠭᠡᠷᠡᠭᠯᠡᠭᠰᠡᠨ ᠭᠦᠮᠤᠰ ᠪᠤᠯᠤᠨ᠎ᠡ᠃
ᠠᠷᠪᠠᠨ ᠲᠦᠷᠪᠡᠳᠣᠭᠡᠷ ᠵᠣᠷᠪᠤᠰ᠂ ᠠᠷᠡᠤᠨ ᠤᠨ ᠡᠶᠡᠳᠡᠭᠦᠯᠦᠭᠴᠢ ᠨᠢ ᠲᠥᠪ ᠭᠤᠣᠯᠴᠢ᠂ ᠬᠠᠯᠠᠭᠤᠨ ᠰᠡᠤᠨᠬᠢᠯᠬᠡ ᠲᠡᠢ ᠪᠡᠷ ᠠᠷᠡᠤᠨ ᠤᠨ ᠡᠶᠡᠳᠡᠭᠦᠯᠭᠡ ᠶᠢᠨ ᠠᠵᠢᠯ ᠢ ᠭᠢᠵᠦ᠂ ᠵᠤᠬᠢᠬᠤ ᠰᠣᠶᠣᠯ ᠤᠨ ᠭᠢᠷᠢ ᠭᠡᠮᠵᠢᠶ᠎ᠡ ᠲᠡᠢ᠂ ᠲᠦᠷᠥ ᠶᠢᠨ ᠪᠣᠳᠣᠯᠭ᠎ᠠ ᠶᠢᠨ ᠭᠢᠷᠢ ᠲᠦᠪᠰᠢᠨ ᠲᠡᠢ᠂ ᠬᠠᠤᠯᠢ ᠴᠠᠭᠠᠵᠠ ᠶᠢᠨ ᠮᠡᠳᠡᠯᠭᠡ ᠲᠡᠢ ᠨᠠᠰᠣᠨ ᠳᠤ ᠭᠦᠷᠦᠭᠰᠡᠨ ᠠᠷᠡᠤᠨ ᠢᠷᠭᠡᠨ ᠪᠠᠢᠢᠬᠤ ᠭᠡᠷᠡᠭᠳᠡᠢ᠃
ᠰᠢᠶᠡᠨ ᠦ ᠲᠡᠰ ᠦᠨ ᠠᠷᠡᠤᠨ ᠤᠨ ᠵᠠᠰᠠᠭ ᠤᠨ ᠣᠷᠳᠤᠨ ᠤ ᠬᠠᠤᠯᠢ ᠴᠠᠭᠠᠵᠠ ᠶᠢᠨ ᠵᠠᠰᠠᠭ ᠵᠠᠭᠢᠷᠭᠠᠨ ᠤ ᠰᠠᠯᠠᠭ᠎ᠠ ᠮᠦᠴᠢᠷ ᠨᠢ ᠲᠣᠭᠳᠠᠭᠰᠠᠨ ᠬᠤᠭᠣᠴᠠᠭᠠᠨ ᠳᠤ ᠠᠷᠡᠤᠨ ᠤᠨ ᠡᠶᠡᠳᠡᠭᠦᠯᠦᠭᠴᠢ ᠳᠦ ᠲᠣᠬᠠᠢᠢᠯᠠᠭᠰᠠᠨ ᠠᠵᠢᠯ ᠤᠨ ᠪᠣᠯᠪᠠᠰᠣᠷᠡᠯ ᠭᠦᠷᠳᠡᠭᠡᠨ᠎ᠠ᠃
ᠠᠷᠪᠠᠨ ᠲᠠᠪᠣᠳᠣᠭᠠᠷ ᠵᠤᠷᠪᠤᠰ᠂ ᠠᠷᠡᠤᠨ ᠤᠨ ᠡᠶᠡᠳᠡᠭᠦᠯᠦᠭᠴᠢ ᠡᠶᠡᠳᠡᠭᠦᠯᠬᠦ ᠠᠵᠢᠯ ᠤᠨ ᠲᠣᠮᠳᠠ ᠲᠣᠣᠷᠡᠭᠢ ᠪᠠᠢᠢᠳᠠᠯ ᠲᠠᠢ ᠪᠣᠯ ᠲᠣᠬᠠᠢ ᠶᠢᠨ ᠭᠠᠵᠠᠷ ᠤᠨ ᠠᠷᠡᠤᠨ ᠤᠨ ᠡᠶᠡᠳᠡᠭᠦᠯᠬᠦ ᠵᠦᠪᠯᠡᠯ ᠡᠴᠡ ᠰᠢᠬᠦᠮᠵᠢᠯᠡᠨ ᠰᠣᠷᠭᠠᠨ ᠭᠦᠮᠤᠵᠢᠬᠦᠯᠦᠨ᠂ ᠵᠠᠷᠯᠢᠭᠳᠠᠨ ᠵᠠᠯᠠᠷᠠᠭᠣᠯᠤᠨ᠂ ᠪᠠᠢᠢᠳᠠᠯ ᠭᠦᠨᠳᠦ ᠨᠣᠴᠢᠳᠡᠢ ᠪᠣᠯ ᠣᠷᠢᠵᠦ ᠭᠡᠷᠡᠭᠯᠡᠭᠰᠡᠨ ᠪᠠᠢᠢᠭᠤᠯᠭ᠎ᠠ ᠠᠴᠠ ᠲᠤᠰᠢᠶᠠᠯ ᠢ ᠨᠢ ᠣᠭᠴᠠᠷᠡᠭᠤᠯᠬᠤ ᠪᠣᠶᠤ ᠤᠷᠢᠵᠦ ᠭᠡᠷᠡᠭᠯᠡᠭᠦ ᠪᠡᠨ ᠵᠤᠭᠰᠣᠭᠠᠨ᠎ᠠ᠃
︵ ᠨᠢᠭᠡ︶ ᠦᠷᠤᠭᠡᠰᠤᠯ  ᠪᠠᠷ ᠲᠣᠬᠠᠢ ᠶᠢᠨ ᠬᠦᠮᠦᠨ ᠳᠦ ᠬᠠᠨᠳᠤᠬᠤ᠃
︵ ᠬᠣᠶᠠᠷ︶ ᠲᠣᠬᠠᠢ ᠶᠢᠨ ᠬᠦᠮᠦᠨ ᠢ ᠭᠣᠳᠣᠭᠠᠨ ᠲᠣᠷᠣᠮᠵᠢᠯᠠᠬᠤ᠃
︵ ᠭᠣᠷᠪᠠ︶ ᠵᠤᠭᠤᠰ ᠮᠦᠩᠭᠦ ᠬᠤᠷᠢᠶᠡᠨ ᠠᠪᠬᠤ ᠪᠤᠶᠤ ᠪᠣᠰᠣᠣᠨ ᠵᠦᠢ ᠪᠣᠰᠤ ᠠᠰᠢᠭ ᠣᠯᠵᠠ ᠠᠪᠬᠤ᠃
︵ ᠲᠦᠷᠪᠡ︶ ᠲᠣᠬᠠᠢ ᠶᠢᠨ ᠬᠦᠮᠦᠨ ᠦ ᠨᠢᠭᠤᠴᠠ᠂ ᠠᠷᠡᠯᠵᠢᠶᠡᠨ ᠤ ᠨᠢᠭᠤᠴᠠ ᠶᠢ ᠵᠠᠳᠠᠷᠠᠭᠣᠯᠬᠤ᠃
ᠠᠷᠪᠠᠨ ᠵᠢᠷᠭᠤᠳᠤᠭᠠᠷ ᠵᠤᠷᠪᠤᠰ᠂ ᠠᠷᠡᠤᠨ ᠤᠨ ᠡᠶᠡᠳᠡᠭᠦᠯᠦᠭᠴᠢ ᠡᠶᠡᠳᠡᠭᠦᠯᠭᠦ ᠠᠵᠢᠯ ᠢ ᠭᠢᠬᠦ ᠦᠶ᠎ᠡ ᠳᠦ ᠵᠤᠭᠢᠬᠤ ᠭᠡᠮᠵᠢᠶᠡᠨ ᠦ ᠠᠵᠢᠯ ᠰᠠᠭᠠᠭᠳᠠᠭᠰᠠᠨ ᠨᠦᠭᠦᠪᠦᠷᠢ ᠤᠯᠭᠤᠪᠡᠯ ᠵᠤᠭᠢᠨ᠎ᠡ᠃ ᠡᠶᠡᠳᠡᠭᠦᠯᠬᠦ ᠠᠵᠢᠯ ᠠᠴᠠ ᠪᠣᠯᠵᠦ ᠰᠢᠷᠡᠭ᠌ᠳᠠᠨ ᠵᠡᠮᠳᠡᠭ ᠪᠤᠯᠵᠦ᠂ ᠠᠮᠢᠳᠤᠷᠡᠯ ᠨᠢ ᠭᠦᠴᠢᠷᠳᠡᠯᠳᠡᠢ ᠪᠣᠯᠪᠠᠯ᠂ ᠲᠣᠬᠠᠢ ᠶᠢᠨ ᠭᠠᠵᠠᠷ ᠤᠨ ᠠᠷᠡᠣᠨ ᠵᠠᠰᠠᠭ ᠤᠨ ᠣᠷᠳᠣᠨ ᠠᠴᠠ ᠡᠮ ᠡᠮᠨᠡᠯᠭᠡ᠂ ᠠᠮᠢᠳᠤᠷᠡᠯ ᠤᠨ ᠲᠠᠯ᠎ᠠ ᠳᠤ ᠲᠡᠤᠨᠬᠦᠨ ᠲᠣᠰᠠᠯᠠᠨ᠎ᠠ᠃ ᠠᠷᠡᠤᠨ  ᠤᠨ ᠡᠶᠡᠳᠡᠭᠦᠯᠭᠡ ᠶᠢᠨ ᠠᠵᠢᠯ ᠤᠨ ᠪᠠᠢᠢᠷᠢᠨ ᠲᠡᠭᠡᠷ᠎ᠡ ᠪᠡᠶ᠎ᠡ ᠦᠷᠡᠭᠳᠡᠭᠰᠡᠨ ᠠᠷᠡᠤᠨ ᠤᠨ ᠡᠶᠡᠳᠡᠭᠦᠯᠦᠭᠴᠢ ᠶᠢᠨ ᠭᠡᠷ ᠪᠦᠯᠢ᠂ ᠦᠷ᠎ᠡ ᠭᠡᠤᠭᠡᠤᠨ ᠲᠤ ᠨᠢ ᠤᠯᠤᠰ ᠤᠨ ᠲᠤᠭᠳᠠᠭᠠᠯ ᠶᠣᠰᠣᠭᠠᠷ ᠤᠯᠭᠤᠮᠵᠢ ᠲᠡᠤᠨᠬᠦᠮᠵᠢ ᠭᠦᠷᠳᠡᠭᠡᠨ᠎ᠡ᠃
          ᠲᠦᠷᠪᠡᠳᠦᠭᠡᠷ ᠪᠦᠯᠦᠭ᠂ ᠡᠶᠡᠳᠡᠭᠦᠯᠬᠦ ᠠᠯᠬᠤᠮ ᠲᠠᠷᠠᠭ᠎ᠠ
ᠲᠤᠬᠠᠢ ᠶᠢᠨ ᠬᠦᠮᠦᠨ ᠨᠢ ᠠᠷᠡᠤᠨ ᠤᠨ ᠡᠶᠡᠳᠡᠭᠦᠯᠬᠦ ᠵᠦᠪᠯᠡᠯ ᠡᠴᠡ ᠡᠶᠡᠳᠡᠭᠦᠯᠬᠦ ᠶᠢ ᠡᠷᠡᠮᠡᠯᠵᠡᠵᠦ ᠪᠣᠯᠤᠨ᠎ᠠ᠃ ᠠᠷᠡᠤᠨ ᠤᠨ ᠡᠶᠡᠳᠡᠭᠦᠯᠬᠦ ᠵᠦᠪᠯᠡᠯ ᠨᠢ ᠭᠦᠳᠡᠯᠤᠡᠭᠭᠦᠢ ᠪᠠᠷ ᠡᠶᠡᠳᠡᠭᠦᠯᠵᠦ ᠪᠤᠯᠤᠨ᠎ᠠ᠃ ᠲᠣᠬᠠᠢ ᠶᠢᠨ ᠭᠦᠮᠦᠨ ᠦ ᠨᠢᠭᠡ ᠡᠳᠡᠭᠡᠤᠨ ᠨᠢ ᠡᠶᠡᠳᠡᠭᠦᠯᠬᠦ ᠶᠢ ᠵᠦᠪᠰᠢᠶᠡᠷᠡᠭᠦ ᠦᠬᠡᠢ ᠪᠣᠯ ᠡᠶᠡᠳᠡᠭᠦᠯᠵᠦ ᠪᠣᠯᠬᠤ ᠦᠬᠡᠢ᠃
ᠠᠷᠪᠠᠨ ᠨᠠᠢᠮᠡᠳᠣᠭᠠᠷ ᠵᠤᠷᠪᠤᠰ᠂ ᠦᠨᠳᠣᠰᠣᠨ ᠱᠠᠳᠣᠨ ᠤ ᠰᠢᠬᠦᠬᠦ ᠬᠤᠷᠢᠶ᠎ᠡ᠂ ᠲᠣᠳᠣᠭᠠᠳᠤ ᠶᠢ ᠬᠠᠮᠠᠭᠠᠯᠠᠬᠤ ᠪᠠᠢᠢᠭᠤᠯᠭ᠎ᠠ ᠨᠢ ᠠᠷᠡᠤᠨ ᠤᠨ ᠡᠶᠡᠳᠡᠭᠦᠯᠬᠦ ᠭᠡᠯᠪᠡᠷᠢ ᠪᠡᠷ ᠰᠢᠢᠤᠨᠪᠤᠷᠢᠯᠡᠭᠦ ᠳᠤ ᠲᠤᠭᠢᠷᠡᠬᠤ ᠵᠢᠭᠤᠷᠠᠭᠠᠨ ᠢ ᠭᠦᠯᠢᠶᠡᠨ ᠬᠦᠢᠴᠡᠤᠨᠬᠡᠬᠦ ᠠᠴᠠ ᠪᠠᠨ ᠡᠮᠤᠨ᠎ᠠ᠂ ᠲᠤᠬᠠᠢ ᠶᠢᠨ ᠭᠦᠮᠦᠨ ᠳᠦ ᠨᠢ ᠠᠷᠡᠤᠨ ᠤᠨ ᠡᠶᠡᠳᠡᠭᠦᠯᠬᠦ ᠵᠦᠪᠯᠡᠯ ᠡᠴᠡ ᠡᠶᠡᠳᠡᠭᠦᠯᠬᠦ ᠶᠢ ᠡᠷᠡᠮᠡᠯᠵᠡᠯᠡᠵᠦ ᠪᠣᠯᠬᠤ ᠶᠢ ᠭᠡᠯᠡᠵᠦ ᠦᠭᠴᠦ ᠪᠣᠯᠤᠨ᠎ᠡ᠃
ᠠᠷᠪᠠᠨ ᠶᠢᠰᠣᠳᠣᠭᠡᠷ ᠵᠣᠷᠪᠣᠰ᠂ ᠠᠷᠡᠤᠨ ᠤᠨ ᠡᠶᠡᠳᠡᠭᠦᠯᠬᠦ ᠵᠦᠪᠯᠡᠯ ᠨᠢ ᠵᠦᠷᠢᠴᠡᠯ ᠵᠢᠭᠣᠷᠭᠠᠨ ᠢ ᠡᠶᠡᠳᠡᠭᠦᠯᠬᠦ ᠱᠠᠭᠠᠷᠳᠠᠯᠭ᠎ᠠ ᠶᠢ ᠦᠨᠳᠣᠰᠣᠯᠡᠨ᠂ ᠨᠢᠭᠡ ᠨᠡᠷ᠎ᠡ ᠪᠣᠶᠣ ᠭᠡᠳᠣᠨ ᠨᠡᠷ᠎ᠡ ᠡᠶᠡᠳᠡᠭᠦᠯᠦᠭᠴᠢ ᠶᠢ ᠲᠤᠮᠢᠯᠡᠨ ᠡᠶᠡᠳᠡᠭᠦᠯᠵᠦ᠂ ᠪᠠᠰᠠ ᠲᠣᠬᠠᠢ ᠶᠢᠨ ᠬᠦᠮᠦᠨ ᠢᠶᠡᠷ ᠨᠢᠭᠡ ᠨᠡᠷ᠎ᠡ ᠪᠣᠶᠤ ᠭᠡᠳᠣᠨ ᠨᠡᠷ᠎ᠡ ᠡᠶᠡᠳᠡᠭᠦᠯᠦᠭᠴᠢ ᠶᠢ ᠰᠣᠩᠭᠣᠭᠣᠯᠤᠨ ᠡᠶᠡᠳᠡᠭᠦᠯᠵᠦ ᠪᠣᠯᠤᠨ᠎ᠡ᠃
ᠬᠣᠷᠢᠳᠣᠭᠠᠷ ᠵᠤᠷᠪᠤᠰ᠂ ᠠᠷᠡᠤᠨ ᠤᠨ ᠡᠶᠡᠳᠡᠭᠦᠯᠦᠭᠴᠢ ᠨᠢ ᠵᠦᠷᠢᠴᠡᠯ ᠵᠢᠭᠣᠷᠭᠠᠨ ᠢ ᠡᠶᠡᠳᠡᠭᠦᠯᠭᠦ ᠱᠠᠭᠠᠷᠳᠠᠯᠭ᠎ᠠ ᠶᠢ ᠦᠨᠳᠣᠰᠣᠯᠡᠨ᠂ ᠲᠣᠬᠠᠢ ᠶᠢᠨ ᠬᠦᠮᠦᠨ ᠦ ᠵᠦᠪᠰᠢᠶᠡᠷᠡᠯ ᠢ ᠣᠯᠣᠭᠰᠠᠨ ᠤ ᠰᠡᠭᠦᠯᠡᠷ᠂ ᠲᠣᠬᠠᠢ ᠶᠢᠨ ᠬᠦᠮᠦᠨ ᠦ ᠭᠡᠷ ᠦᠨ ᠬᠦᠮᠦᠨ᠂ ᠭᠦᠷᠰᠢ ᠵᠡᠷᠭᠡᠯᠡᠳᠡᠭᠡ᠂ ᠬᠠᠮᠳᠦ ᠠᠵᠢᠯᠯᠠᠬᠰᠠᠤᠨ ᠢ ᠣᠷᠢᠵᠦ ᠡᠶᠡᠳᠡᠭᠦᠯᠭᠡ ᠳᠦ ᠣᠷᠣᠯᠴᠠᠭᠣᠯᠵᠦ ᠪᠣᠯᠤᠨ᠎ᠠ᠂ ᠪᠠᠰᠠ ᠲᠤᠰᠬᠠᠢ ᠮᠡᠳᠡᠯᠭᠡ ᠲᠠᠢ᠂ ᠣᠨᠴᠠᠭᠠᠢ ᠲᠣᠷᠰᠢᠯᠭ᠎ᠠ ᠲᠠᠢ ᠭᠦᠮᠦᠨ ᠪᠣᠶᠤ ᠨᠠᠢᠢᠭᠡᠮ ᠤᠨ ᠬᠠᠮᠢᠶ᠎ᠠ ᠪᠦᠭᠦᠢ ᠵᠣᠭᠢᠶᠠᠨ ᠪᠠᠢᠢᠭᠣᠯᠣᠯᠳᠠ ᠶᠢᠨ ᠠᠵᠢᠯᠳᠠᠨ ᠢ ᠣᠷᠢᠵᠦ ᠡᠶᠡᠳᠡᠭᠦᠯᠭᠡ ᠳᠦ ᠣᠷᠣᠯᠴᠠᠭᠣᠯᠵᠦ ᠪᠣᠯᠤᠨ᠎ᠠ᠃
ᠠᠷᠡᠤᠨ ᠤᠨ ᠡᠶᠡᠳᠡᠭᠦᠯᠬᠦ ᠵᠦᠪᠯᠡᠯ ᠨᠢ ᠲᠣᠬᠠᠢ ᠶᠢᠨ ᠭᠠᠵᠠᠷ ᠤᠨ ᠲᠥᠪ ᠭᠤᠣᠯᠴᠢ᠂ ᠬᠠᠯᠠᠭᠣᠨ ᠢᠶᠠᠷ ᠡᠶᠡᠳᠡᠭᠦᠯᠳᠡᠭ᠂ ᠣᠯᠠᠨ ᠲᠦᠮᠠᠨ ᠠᠴᠠ ᠵᠦᠪᠰᠢᠶᠡᠷᠡᠭᠰᠡᠨ ᠨᠡᠢᠢᠭᠡᠮ ᠦᠨ ᠭᠦᠮᠦᠨ ᠢ ᠡᠶᠡᠳᠡᠭᠦᠯᠭᠡ ᠳᠦ ᠣᠷᠣᠯᠴᠡᠭᠣᠯᠵᠦ ᠪᠣᠯᠣᠨ᠎ᠡ᠃
ᠬᠣᠷᠢᠨ ᠨᠢᠭᠡᠳᠣᠭᠡᠷ ᠵᠣᠷᠪᠣᠰ᠂ ᠠᠷᠡᠣᠨ ᠤᠨ ᠡᠶᠡᠳᠡᠭᠦᠯᠦᠭᠴᠢ ᠨᠢ ᠠᠷᠡᠣᠨ ᠤᠨ ᠲᠤᠮᠳᠠᠭᠢ ᠵᠦᠷᠢᠴᠡᠯ ᠵᠢᠭᠣᠷᠭᠠᠨ ᠢ ᠡᠶᠡᠳᠡᠭᠦᠯᠬᠦ ᠦᠶ᠎ᠡ ᠳᠦ ᠵᠠᠷᠴᠢᠮ ᠢ ᠪᠠᠷᠢᠮᠳᠠᠯᠠᠨ᠂ ᠢᠯᠡ ᠲᠣᠳᠦ ᠬᠠᠣᠯᠢ ᠶᠣᠰᠦ ᠪᠠᠷ᠂ ᠲᠥᠪ ᠭᠤᠣᠯᠴᠢ ᠰᠢᠢᠤᠨᠪᠦᠷᠢᠯᠡᠭᠦ ᠭᠡᠷᠡᠭᠳᠡᠢ᠃
ᠠᠷᠡᠤᠨ ᠤᠨ ᠲᠣᠮᠳᠠᠭᠢ ᠵᠦᠷᠢᠴᠡᠯ ᠵᠢᠭᠣᠷᠭᠠᠨ ᠢ ᠡᠶᠡᠳᠡᠭᠦᠯᠭᠦ ᠦᠶ᠎ᠡ ᠳᠦ ᠴᠠᠭ ᠲᠣᠬᠠᠢ ᠳ᠋ᠤᠨᠢ ᠲᠣᠬᠠᠢ ᠶᠢᠨ ᠲᠠᠯᠠᠪᠣᠷ ᠲᠤ ᠨᠢ ᠶᠠᠪᠣᠬᠳᠠᠭᠣᠯᠵᠦ᠂ ᠵᠦᠷᠢᠴᠡᠯ ᠰᠢᠷᠣᠭᠦᠰᠭᠦ ᠠᠴᠠ ᠰᠡᠷᠭᠡᠢᠢᠯᠡᠭᠦ ᠭᠡᠷᠡᠭᠳᠡᠢ᠃
ᠬᠣᠷᠢᠨ ᠬᠣᠶᠡᠳᠤᠭᠠᠷ ᠵᠤᠷᠪᠣᠰ᠂ ᠠᠷᠡᠣᠨ ᠤᠨ ᠡᠶᠡᠳᠡᠭᠦᠯᠦᠭᠴᠢ ᠨᠢ ᠵᠦᠷᠢᠴᠡᠯ ᠵᠢᠭᠣᠷᠭᠠᠨ ᠤ ᠠᠳᠡᠯᠢ ᠪᠣᠰᠦ ᠪᠠᠢᠢᠳᠡᠯ ᠢ ᠦᠨᠳᠣᠰᠤᠯᠡᠨ᠂ ᠣᠯᠠᠨ ᠶᠠᠩᠵᠤ ᠶᠢᠨ ᠬᠡᠯᠪᠡᠷᠢ ᠪᠡᠷ ᠠᠷᠡᠤᠨ ᠤᠨ ᠲᠤᠮᠳᠡᠬᠢ ᠵᠦᠷᠢᠴᠡᠯ ᠵᠢᠭᠣᠷᠭᠠᠨ ᠢ ᠡᠶᠡᠳᠡᠭᠦᠯᠵᠦ᠂ ᠲᠣᠬᠠᠢ ᠶᠢᠨ ᠬᠦᠮᠦᠨ ᠦ ᠲᠤᠭᠠᠴᠢᠯᠳᠡ ᠶᠢ ᠬᠦᠢᠴᠡᠤᠨ ᠰᠣᠨᠣᠰᠴᠦ᠂ ᠬᠠᠮᠢᠶ᠎ᠠ ᠪᠦᠭᠦᠢ ᠬᠠᠤᠯᠢ ᠴᠠᠭᠠᠵᠠ᠂ ᠬᠠᠤᠯᠢ ᠲᠥᠷᠢᠮ ᠪᠠ ᠣᠯᠣᠰ ᠤᠨ ᠲᠦᠷᠥ ᠶᠢᠨ ᠪᠣᠳᠤᠯᠭ᠎ᠠ ᠶᠢ ᠲᠠᠢᠢᠯᠪᠣᠷᠢᠯᠡᠨ ᠦᠭᠴᠦ᠂ ᠬᠦᠯᠢᠴᠡᠩᠭᠦᠢ ᠪᠡᠷ ᠲᠠᠭᠠᠭᠣᠯᠤᠨ ᠵᠢᠯᠣᠭᠣᠣᠨᠴᠦ ᠲᠣᠬᠠᠢ ᠶᠢᠨ ᠬᠦᠮᠦᠨ  ᠨᠢ ᠡᠷᠭᠡ ᠲᠡᠭᠰᠢ ᠪᠡᠷ ᠵᠦᠪᠳᠡᠯᠴᠡᠵᠦ᠂ ᠬᠠᠷᠢᠯᠴᠡᠨ ᠠᠭᠣᠴᠢᠯᠡᠬᠰᠡᠨ ᠤ ᠰᠠᠭᠣᠷᠢᠨ ᠲᠡᠭᠡᠷ᠎ᠡ᠂ ᠵᠦᠷᠢᠴᠡᠯ ᠵᠢᠭᠣᠷᠭᠠᠨ ᠢ ᠰᠢᠢᠤᠨᠪᠦᠷᠢᠯᠡᠬᠦ ᠲᠦᠰᠤᠪ ᠢ ᠲᠣᠷᠡᠤᠨᠴᠦ᠂ ᠲᠣᠬᠠᠢ ᠶᠢᠨ ᠬᠦᠮᠦᠨ ᠢ ᠬᠠᠪᠰᠣᠷᠣᠨ᠂ ᠰᠠᠢᠢᠨ ᠲᠤᠷ᠎ᠡ ᠠᠴᠠ ᠪᠠᠨ ᠡᠶᠡᠳᠡᠭᠦᠯᠬᠦ ᠭᠡᠯᠡᠯᠴᠡᠭᠡᠷ ᠲᠣᠬᠳᠠᠭᠠᠨ᠎ᠠ᠃
ᠬᠣᠷᠢᠨ ᠭᠣᠷᠪᠠᠳᠣᠭᠠᠷ ᠵᠣᠷᠪᠣᠰ᠂ ᠲᠣᠬᠠᠢ ᠶᠢᠨ ᠬᠦᠮᠦᠨ ᠨᠢ ᠠᠷᠡᠤᠨ  ᠤᠨ ᠡᠶᠡᠳᠡᠭᠦᠯᠬᠦ ᠠᠵᠢᠯᠯᠠᠭ᠎ᠠ ᠲᠤᠮᠲᠠ ᠲᠤᠤᠷᠡᠭᠢ ᠡᠷᠭᠡ ᠶᠢ ᠡᠳᠡᠯᠡᠨ᠎ᠡ᠄
(ᠨᠢᠭᠡ︶ ᠠᠷᠡᠤᠨ ᠤᠨ ᠡᠶᠡᠳᠡᠭᠦᠯᠦᠭᠴᠢ ᠶᠢ ᠰᠣᠩᠭᠣᠬᠤ ᠪᠣᠶᠣ ᠬᠦᠯᠢᠶᠡᠨ ᠠᠪᠤᠨ᠎ᠡ᠃
︵ ᠬᠤᠶᠠᠷ︶ ᠡᠶᠡᠳᠡᠭᠦᠯᠬᠦ ᠶᠢ ᠬᠦᠯᠢᠶᠡᠨ ᠠᠪᠬᠤ᠂ ᠡᠶᠡᠳᠡᠭᠦᠯᠬᠦ ᠶᠢ ᠦᠯᠦ ᠵᠦᠪᠰᠢᠶᠡᠷᠡᠭᠦ ᠪᠣᠶᠤ ᠡᠶᠡᠳᠡᠭᠦᠯᠬᠦ ᠶᠢ ᠵᠣᠭᠰᠣᠭᠠᠬᠤ ᠶᠢ ᠱᠠᠭᠠᠷᠳᠠᠬᠤ᠃
︵ ᠭᠣᠷᠪᠡ︶ ᠡᠶᠡᠳᠡᠭᠦᠯᠭᠡ ᠶᠢ ᠢᠯᠡ ᠪᠡᠷ ᠶᠠᠪᠦᠭ᠌ᠳᠠᠭᠣᠯᠬᠤ ᠪᠣᠶᠤ ᠲᠠᠯᠲᠠ ᠶᠠᠪᠣᠭᠳᠠᠭᠣᠯᠬᠤ ᠶᠢ ᠱᠠᠭᠠᠷᠳᠠᠬᠤ᠃
︵ ᠲᠦᠷᠪᠠ︶ ᠦᠪᠡᠷ ᠡᠵᠡᠨ ᠮᠡᠳᠡᠵᠦ ᠪᠣᠳᠤᠯ ᠰᠠᠨᠠᠯ ᠢᠶᠠᠨ ᠢᠯᠡᠤᠨᠬᠡᠨ᠂ ᠰᠠᠢᠢᠨ ᠲᠣᠷ᠎ᠡ ᠠᠴᠠ ᠪᠠᠨ ᠡᠶᠡᠳᠡᠭᠦᠯᠬᠦ ᠭᠡᠯᠡᠯᠴᠡᠭᠡᠷ ᠲᠣᠬᠳᠠᠨ᠎ᠡ᠃
ᠬᠣᠷᠢᠨ ᠲᠦᠷᠪᠡᠳᠤᠭᠡᠷ ᠵᠤᠷᠪᠤᠰ᠂ ᠲᠤᠬᠠᠢ ᠶᠢᠨ ᠬᠦᠮᠦᠨ ᠨᠢ ᠠᠷᠡᠣᠨ ᠤᠨ ᠡᠶᠡᠳᠡᠭᠦᠯᠬᠦ ᠠᠵᠢᠯᠯᠠᠭ᠎ᠠ ᠲᠣᠮᠳᠠ ᠲᠣᠣᠷᠡᠭᠢ ᠡᠭᠦᠷᠬᠡ ᠶᠢ ᠭᠦᠢᠴᠡᠤᠨᠬᠡᠨ᠎ᠡ᠄
︵ ᠨᠢᠭᠡ︶ ᠵᠦᠷᠢᠴᠡᠯ ᠵᠢᠭᠤᠷᠠᠭᠠᠨ ᠤ ᠪᠠᠢᠢᠳᠡᠯ ᠢ ᠦᠨᠡᠨ ᠪᠣᠳᠡᠳᠡᠢ ᠲᠣᠭᠠᠴᠡᠨ᠎ᠡ᠃
︵ ᠬᠣᠶᠡᠷ︶ ᠡᠶᠡᠳᠡᠭᠦᠯᠭᠡ ᠶᠢᠨ ᠲᠣᠬᠠᠢ ᠲᠠᠯᠠᠪᠣᠷ ᠤᠨ ᠡᠮᠭᠢ ᠲᠢᠭᠯᠢᠮ ᠢ ᠵᠢᠷᠤᠮᠯᠡᠵᠦ᠂ ᠠᠷᠡᠤᠨ ᠤᠨ ᠡᠶᠡᠳᠡᠭᠦᠯᠦᠭᠴᠢ ᠶᠢ ᠭᠦᠨᠳᠣᠣᠨᠬᠡᠭᠦ ᠭᠡᠷᠡᠭᠳᠡᠢ᠃
︵ ᠭᠣᠷᠪᠡ︶ ᠨᠦᠭᠦᠭᠡ ᠡᠳᠡᠭᠡᠤᠨ  ᠤᠨ ᠢᠶᠠᠨ ᠡᠷᠭᠡ ᠪᠡᠨ ᠭᠡᠷᠡᠭᠵᠢᠬᠦᠯᠬᠦ ᠶᠢ ᠭᠦᠨᠳᠣᠣᠨᠬᠡᠬᠦ ᠭᠡᠷᠡᠭᠳᠡᠢ᠃
ᠬᠤᠷᠢᠨ ᠲᠠᠪᠣᠳᠣᠭᠠᠷ ᠵᠣᠷᠪᠤᠰ ᠠᠷᠡᠤᠨ ᠤᠨ ᠡᠶᠡᠳᠡᠭᠦᠯᠦᠭᠴᠢ ᠨᠢ ᠵᠦᠷᠢᠴᠡᠯ ᠵᠢᠭᠤᠷᠠᠭᠠᠨ ᠢ ᠡᠶᠡᠳᠡᠭᠦᠯᠬᠦ ᠶᠠᠪᠣᠴᠠ ᠲᠣᠮᠳᠠ᠂ ᠵᠦᠷᠢᠴᠡᠯ ᠰᠢᠷᠤᠭᠦᠰᠭᠦ ᠪᠣᠯᠤᠯᠴᠠᠭ᠎ᠠ ᠲᠠᠢ ᠪᠠᠢᠢᠬᠤ ᠶᠢ ᠤᠯᠵᠦ ᠮᠡᠳᠡᠪᠡᠯ᠂ ᠬᠠᠨᠳᠣᠯᠭᠠᠳᠦ ᠴᠢᠨᠡᠷᠳᠡᠢ ᠰᠡᠷᠭᠡᠢᠢᠯᠡᠨ ᠬᠤᠷᠢᠬᠯᠠᠬᠤ ᠠᠷᠭ᠎ᠠ ᠬᠡᠮᠵᠢᠶ᠎ᠡ ᠠᠪᠬᠤ ᠭᠡᠷᠡᠭᠳᠡᠢ᠃ ᠠᠮᠤᠷ ᠢ ᠬᠠᠮᠠᠭᠠᠯᠠᠬᠤ ᠭᠡᠷᠡᠭ᠂ ᠡᠷᠡᠭᠦᠦ ᠶᠢᠨ ᠭᠡᠷᠡᠭ ᠡᠭᠦᠰᠭᠡᠭᠦ ᠪᠣᠯᠤᠯᠴᠠᠭ᠎ᠠ ᠲᠠᠢ ᠵᠦᠷᠢᠴᠡᠯ ᠵᠢᠭᠤᠷᠠᠭᠠᠨ ᠢ ᠴᠠᠭ ᠲᠣᠬᠠᠢ ᠳ᠋ᠤᠨᠢ ᠲᠣᠳᠣᠭᠠᠳᠤ ᠶᠢ ᠬᠠᠮᠠᠭᠠᠯᠠᠬᠤ ᠪᠠᠢᠢᠭᠣᠯᠭ᠎ᠠ ᠪᠣᠶᠤ ᠪᠣᠰᠣᠤᠨ ᠬᠠᠮᠢᠶ᠎ᠠ ᠪᠦᠬᠦᠢ ᠰᠠᠯᠠᠭ᠎ᠠ ᠮᠦᠴᠢᠷ ᠲᠦ ᠮᠡᠳᠡᠭᠦᠯᠬᠦ ᠭᠡᠷᠡᠭᠳᠡᠢ᠃
ᠬᠣᠷᠢᠨ ᠵᠢᠷᠭᠣᠳᠣᠭᠠᠷ ᠵᠤᠷᠪᠣᠰ ᠠᠷᠡᠣᠨ ᠤᠨ ᠡᠶᠡᠳᠡᠭᠦᠯᠦᠭᠴᠢ ᠨᠢ ᠵᠦᠷᠢᠴᠡᠯ ᠵᠢᠭᠣᠷᠭᠠᠨ ᠢ ᠡᠶᠡᠳᠡᠬᠦᠯᠵᠦ ᠲᠡᠢᠢᠯᠤᠭ᠍ᠰᠡᠨ ᠦᠭᠡᠢ ᠪᠣᠯ ᠡᠶᠡᠳᠡᠭᠦᠯᠬᠡ ᠶᠢ ᠵᠣᠭᠰᠣᠭᠠᠬᠤ ᠶᠢᠨ ᠬᠠᠮᠳᠦ᠂ ᠬᠠᠤᠯᠢ ᠴᠠᠭᠠᠵᠠ᠂ ᠬᠠᠤᠯᠢ ᠲᠥᠷᠢᠮ ᠢ ᠦᠨᠳᠣᠰᠣᠯᠡᠨ᠂ ᠲᠤᠬᠠᠢ ᠶᠢᠨ ᠬᠦᠮᠦᠨ ᠳᠦ ᠬᠠᠤᠯᠢ ᠶᠣᠰᠣᠭᠠᠷ ᠲᠠᠰᠤᠯᠬᠤ᠂ ᠵᠠᠰᠠᠭ ᠵᠠᠭᠢᠷᠭᠠᠨ᠂ ᠬᠠᠤᠯᠢ ᠴᠠᠭᠠᠵᠠ ᠵᠡᠷᠭᠡ ᠠᠷᠭ᠎ᠠ ᠵᠠᠮ ᠢᠶᠠᠷ ᠦᠪᠡᠷ ᠦᠨ ᠡᠷᠭᠡ ᠪᠡᠨ ᠬᠠᠮᠠᠭᠠᠯᠠᠬᠤ ᠭᠡᠷᠡᠭᠳᠡᠢ᠃
ᠬᠣᠷᠢᠨ ᠲᠣᠯᠣᠳᠣᠭᠠᠷ ᠵᠤᠷᠪᠣᠰ ᠠᠷᠡᠤᠨ ᠤᠨ ᠡᠶᠡᠳᠡᠭᠦᠯᠦᠭᠴᠢ ᠨᠢ ᠡᠶᠡᠳᠡᠭᠦᠯᠦᠭᠰᠡᠨ ᠪᠠᠢᠢᠳᠡᠯ ᠢᠶᠠᠨ ᠲᠡᠮᠳᠡᠭᠯᠡᠭᠦ ᠭᠡᠷᠡᠭᠳᠡᠢ᠃ ᠠᠷᠡᠣᠨ ᠤᠨ ᠡᠶᠡᠳᠡᠭᠦᠯᠬᠦ ᠵᠦᠪᠯᠡᠯ ᠨᠢ ᠡᠶᠡᠳᠡᠭᠦᠯᠬᠦ ᠠᠵᠢᠯ ᠤᠨ ᠲᠠᠩᠰᠠ ᠡᠪᠭᠡᠮᠡᠯ ᠢ ᠪᠠᠢᠢᠭᠤᠯᠵᠦ᠂ ᠡᠶᠡᠳᠡᠭᠦᠯᠦᠭᠰᠡᠨ ᠲᠠᠩᠰᠠ᠂ ᠡᠶᠡᠳᠡᠭᠦᠯᠬᠦ ᠠᠵᠢᠯ ᠤᠨ ᠲᠠᠮᠳᠡᠭᠯᠡᠯ᠂ ᠡᠶᠡᠳᠡᠭᠦᠯᠬᠡ ᠶᠢᠨ ᠭᠡᠯᠡᠯᠴᠡᠭᠡᠷ ᠦᠨ ᠪᠢᠴᠢᠭ ᠵᠡᠷᠭᠡ ᠮᠡᠲᠸ᠋ᠷᠢᠶᠡᠯ ᠢ ᠲᠠᠩᠰᠠᠯᠠᠨ ᠲᠡᠮᠳᠡᠭᠯᠡᠬᠦ ᠭᠡᠷᠡᠭᠳᠡᠢ᠃
             ᠲᠠᠪᠣᠳᠣᠭᠠᠷ ᠪᠦᠯᠦᠭ ᠡᠶᠡᠳᠡᠭᠦᠯᠬᠡ ᠶᠢᠨ ᠭᠡᠯᠡᠯᠴᠡᠭᠡᠷ
ᠬᠤᠷᠢᠨ ᠨᠠᠢᠮᠡᠳᠣᠭᠠᠷ ᠵᠣᠷᠪᠣᠰ ᠠᠷᠡᠤᠨ ᠤᠨ ᠡᠶᠡᠳᠡᠭᠦᠯᠬᠦ ᠵᠦᠪᠯᠡᠯ ᠡᠴᠡ ᠡᠶᠡᠳᠡᠭᠦᠯᠵᠦ ᠪᠦᠳᠦᠭᠰᠡᠨ ᠪᠣᠯ ᠡᠶᠡᠳᠡᠭᠦᠯᠭᠡ ᠶᠢᠨ ᠭᠡᠯᠠᠯᠴᠡᠭᠡᠷ ᠤᠨ ᠪᠢᠴᠢᠭ ᠲᠣᠬᠳᠠᠭᠠᠵᠦ ᠪᠣᠯᠤᠨ᠎ᠠ᠃ ᠲᠣᠬᠠᠢ ᠶᠢᠨ ᠬᠦᠮᠦᠨ ᠨᠢ ᠡᠶᠡᠳᠡᠭᠦᠯᠭᠡ ᠶᠢᠨ ᠭᠡᠯᠡᠯᠴᠡᠭᠡᠷ ᠦᠨ ᠪᠢᠴᠢᠭ ᠲᠤᠭᠳᠠᠭᠰᠠᠨ ᠤ ᠭᠡᠷᠡᠭ ᠦᠭᠡᠢ ᠭᠡᠵᠦ ᠦᠵᠡᠪᠡᠯ᠂ ᠠᠮᠠ ᠪᠠᠷ ᠵᠦᠪᠳᠡᠯᠴᠡᠬᠦ ᠠᠷᠭ᠎ᠠ ᠶᠢ ᠭᠡᠷᠡᠭᠯᠡᠵᠦ᠂ ᠠᠷᠡᠤᠨ   ᠤᠨ ᠡᠶᠡᠳᠡᠭᠦᠯᠦᠭᠴᠢ ᠨᠢ ᠭᠡᠯᠡᠯᠴᠡᠭᠡᠷ ᠦᠨ ᠠᠭᠣᠯᠭ᠎ᠠ ᠶᠢ ᠲᠡᠮᠳᠡᠭᠯᠡᠬᠦ ᠭᠡᠷᠡᠭᠳᠡᠢ᠃
ᠬᠣᠷᠢᠨ ᠶᠢᠰᠣᠳᠣᠭᠡᠷ ᠵᠣᠷᠪᠣᠰ ᠡᠶᠡᠳᠡᠭᠦᠯᠭᠡ ᠶᠢᠨ ᠭᠡᠯᠡᠯᠴᠡᠭᠡᠷ ᠦᠨ ᠪᠢᠴᠢᠭ ᠲᠦ ᠲᠣᠣᠷᠡᠭᠢ ᠭᠡᠷᠡᠭ ᠶᠡᠪᠣᠳᠡᠯ ᠢ ᠲᠣᠳᠣᠷᠬᠠᠢᠢᠯᠠᠬᠤ ᠭᠡᠷᠡᠭᠳᠡᠢ᠄
︵ ᠨᠢᠭᠡ︶ ᠲᠣᠬᠠᠢ ᠶᠢᠨ ᠭᠦᠮᠦᠨ ᠦ ᠦᠨᠳᠣᠰᠣᠨ ᠪᠠᠢᠢᠳᠡᠯ᠃
︵ ᠬᠤᠶᠡᠷ︶ ᠵᠦᠷᠢᠴᠡᠯ ᠵᠢᠭᠤᠷᠠᠭᠠᠨ ᠤ ᠭᠣᠣᠯ ᠪᠣᠳᠡᠳᠦ ᠪᠠᠢᠢᠳᠡᠯ᠂ ᠮᠠᠷᠭᠣᠭᠠᠨ ᠲᠠᠢ ᠵᠦᠢᠯ ᠵᠢᠴᠢ ᠡᠯ᠎ᠡ ᠡᠳᠡᠭᠡᠤᠨ ᠤᠨ ᠡᠭᠦᠷᠭᠡ ᠬᠠᠷᠢᠭᠣᠴᠠᠯᠭ᠎ᠠ᠃
︵ ᠭᠣᠷᠪᠡ︶ ᠲᠣᠬᠠᠢ ᠶᠢᠨ ᠭᠦᠮᠦᠨ ᠨᠢ ᠡᠶᠡᠳᠡᠭᠦᠯᠭᠡ ᠶᠢᠨ ᠭᠡᠯᠡᠯᠴᠡᠭᠡᠷ ᠲᠤᠭᠳᠠᠭᠰᠠᠨ ᠠᠭᠣᠯᠭ᠎ᠠ᠂ ᠭᠦᠢᠴᠡᠤᠨᠬᠡᠬᠦ ᠭᠡᠯᠪᠡᠷᠢ᠂ ᠬᠣᠭᠣᠴᠠᠭᠠᠨ ᠤ ᠭᠢᠵᠡᠭᠠᠷᠯᠠᠯ᠃
ᠡᠶᠡᠳᠡᠭᠦᠯᠭᠡ ᠶᠢᠨ ᠭᠡᠯᠡᠯᠴᠡᠭᠡᠷ ᠦᠨ ᠪᠢᠴᠢᠭ ᠲᠦ ᠡᠯ᠎ᠡ ᠡᠳᠡᠭᠡᠤᠨ ᠤᠨ ᠲᠤᠬᠠᠢ ᠶᠢᠨ ᠭᠦᠮᠦᠨ ᠨᠢ ᠭᠠᠷ ᠤᠨ ᠦᠰᠦᠭ ᠵᠢᠷᠤᠵᠦ᠂ ᠲᠠᠮᠠᠭ᠎ᠠ ᠲᠠᠷᠣᠬᠤ ᠪᠣᠶᠤ ᠬᠤᠷᠤᠭᠤ ᠪᠠᠨ ᠲᠠᠷᠤᠵᠦ᠂ ᠠᠷᠡᠤᠨ ᠤᠨ ᠡᠶᠡᠳᠡᠭᠦᠯᠦᠭᠴᠢ ᠭᠠᠷ ᠤᠨ ᠦᠰᠦᠭ ᠵᠢᠷᠤᠬᠤ ᠶᠢᠨ ᠬᠠᠮᠳᠦ ᠠᠷᠡᠤᠨ ᠤᠨ ᠡᠶᠡᠳᠡᠭᠦᠯᠬᠦ ᠵᠦᠪᠯᠡᠯ ᠦᠨ ᠲᠠᠮᠠᠭ᠎ᠠ ᠲᠠᠷᠤᠭᠰᠠᠨ ᠡᠳᠦᠷ ᠡᠴᠡ ᠡᠭᠢᠯᠡᠵᠦ ᠭᠦᠴᠣᠨ ᠲᠡᠢ ᠪᠣᠯᠤᠨ᠎ᠡ᠃ ᠡᠶᠡᠳᠡᠭᠦᠯᠭᠡ ᠶᠢᠨ ᠭᠡᠯᠡᠯᠴᠡᠭᠡᠷ ᠦᠨ ᠪᠢᠴᠢᠭ ᠢ ᠲᠣᠬᠠᠢ ᠶᠢᠨ ᠬᠦᠮᠦᠨ ᠨᠢ ᠲᠣᠰᠪᠦᠷᠢ ᠨᠢᠭᠡ ᠬᠤᠪᠢ ᠠᠪᠴᠦ᠂ ᠠᠷᠡᠤᠨ ᠤᠨ ᠡᠶᠡᠳᠡᠭᠦᠯᠬᠦ ᠵᠦᠪᠯᠡᠯ ᠡᠴᠡ ᠨᠢᠭᠡ ᠬᠤᠪᠢ ᠦᠯᠡᠳᠡᠭᠡᠨ᠎ᠡ᠃
ᠭᠣᠴᠢᠳᠤᠭᠠᠷ ᠵᠣᠷᠪᠤᠰ ᠠᠮᠠᠨ ᠡᠶᠡᠳᠡᠭᠦᠯᠭᠡ ᠨᠢ ᠡᠯ᠎ᠡ ᠡᠳᠡᠭᠡᠤᠨ  ᠤᠨ ᠲᠣᠬᠠᠢ ᠶᠢᠨ ᠬᠦᠮᠦᠨ ᠵᠦᠪᠳᠡᠯᠴᠡᠵᠦ ᠲᠤᠬᠳᠠᠭᠰᠠᠨ ᠡᠳᠣᠷ ᠠᠴᠠ ᠡᠭᠢᠯᠡᠨ ᠭᠦᠴᠤᠨ ᠲᠠᠢ ᠪᠤᠯᠤᠨ᠎ᠡ᠃
ᠭᠣᠴᠢᠨ ᠨᠢᠭᠡᠳᠣᠭᠡᠷ ᠵᠤᠷᠪᠣᠰ ᠠᠷᠡᠤᠨ ᠤᠨ ᠡᠶᠡᠳᠡᠭᠦᠯᠬᠦ ᠵᠦᠪᠯᠡᠯ ᠡᠴᠡ ᠡᠶᠡᠳᠡᠭᠦᠯᠵᠦ ᠲᠣᠭᠳᠠᠬᠰᠠᠨ ᠡᠶᠡᠳᠡᠬᠦᠯᠬᠡ ᠶᠢᠨ ᠬᠡᠯᠡᠯᠴᠡᠭᠡᠷ ᠨᠢ ᠬᠠᠣᠯᠢ ᠴᠠᠭᠠᠵᠠ ᠶᠢᠨ ᠭᠢᠵᠡᠭᠠᠷᠯᠠᠬᠤ ᠭᠦᠴᠤᠨ ᠲᠠᠢ᠂ ᠲᠣᠬᠠᠢ ᠶᠢᠨ ᠬᠦᠮᠦᠨ ᠨᠢ ᠭᠡᠯᠡᠯᠴᠡᠵᠦ ᠲᠣᠭᠳᠠᠬᠰᠠᠨ ᠶᠣᠰᠣᠭᠠᠷ ᠭᠦᠢᠴᠡᠤᠨᠬᠡᠬᠦ ᠭᠡᠷᠡᠭᠳᠡᠢ᠃
ᠠᠷᠡᠤᠨ ᠶᠢᠨ ᠡᠶᠡᠳᠡᠭᠦᠯᠬᠦ ᠵᠦᠪᠯᠡᠯ ᠨᠢ ᠡᠶᠡᠳᠡᠭᠦᠯᠭᠡ ᠶᠢᠨ ᠭᠡᠯᠡᠯᠴᠡᠭᠡᠷ ᠢ ᠭᠦᠢᠴᠡᠤᠨᠬᠡᠵᠦ ᠪᠠᠢᠢᠭ᠎ᠠ ᠪᠠᠢᠢᠳᠡᠯ ᠳᠤ ᠭᠢᠨᠡᠯᠳᠡ ᠲᠡᠯᠪᠢᠵᠦ᠂ ᠲᠣᠬᠠᠢ ᠶᠢᠨ ᠭᠦᠮᠦᠨ ᠢ ᠱᠠᠯᠠᠪᠳᠠᠭᠣᠯᠤᠨ ᠱᠠᠭᠠᠷᠳᠡᠵᠦ᠂ ᠭᠡᠯᠡᠯᠴᠡᠵᠦ ᠲᠤᠬᠳᠠᠬᠰᠡᠨ ᠡᠭᠦᠷᠭᠡ ᠶᠢ ᠨᠢ ᠭᠦᠢᠴᠡᠤᠨᠬᠡᠯᠬᠡᠨ᠎ᠡ᠃
ᠭᠣᠴᠢᠨ ᠬᠣᠶᠡᠳᠣᠭᠠᠷ ᠵᠣᠷᠪᠣᠰ ᠠᠷᠡᠣᠨ ᠤᠨ ᠡᠶᠡᠳᠡᠭᠦᠯᠬᠦ ᠵᠦᠪᠯᠡᠯ ᠡᠴᠡ ᠡᠶᠡᠳᠡᠭᠦᠯᠬᠦ ᠪᠡᠷ ᠲᠠᠮᠵᠢᠨ ᠡᠶᠡᠳᠡᠭᠦᠯᠭᠡ ᠶᠢᠨ ᠭᠡᠯᠡᠯᠴᠡᠭᠡᠷ ᠲᠣᠭᠳᠠᠭᠰᠠᠨ ᠤ ᠰᠡᠭᠦᠯᠡᠷ᠂ ᠲᠣᠬᠠᠢ ᠬᠦᠮᠦᠨ ᠦ ᠬᠤᠭᠤᠷᠤᠨᠳᠥ᠂ ᠡᠶᠡᠳᠡᠭᠦᠯᠭᠡ ᠶᠢᠨ ᠭᠡᠯᠡᠯᠴᠡᠭᠡᠷ ᠢ ᠭᠦᠢᠴᠡᠤᠨᠬᠡᠬᠦ ᠪᠣᠶᠤ ᠡᠶᠡᠳᠡᠭᠦᠯᠭᠡ ᠶᠢᠨ ᠭᠡᠯᠡᠯᠴᠡᠭᠡᠷ  ᠤᠨ ᠠᠭᠣᠯᠭ᠎ᠠ ᠳᠤ ᠮᠠᠷᠭᠣᠭᠠᠨ ᠲᠠᠢ ᠪᠠᠢᠢᠪᠠᠯ᠂ ᠨᠢᠭᠡ ᠡᠳᠡᠭᠡᠤᠨ ᠤᠨ ᠲᠣᠬᠠᠢ ᠶᠢᠨ ᠬᠦᠮᠦᠨ ᠨᠢ ᠠᠷᠡᠤᠨ ᠤᠨ ᠰᠢᠭᠦᠬᠦ ᠬᠣᠷᠢᠶᠡᠨ ᠳᠤ ᠵᠠᠭᠠᠯᠳᠣᠵᠦ ᠪᠣᠯᠤᠨ᠎ᠡ᠃
ᠭᠣᠴᠢᠨ ᠭᠣᠷᠪᠠᠳᠣᠭᠠᠷ ᠵᠤᠷᠪᠤᠰ ᠠᠷᠡᠤᠨ ᠤᠨ ᠡᠶᠡᠳᠡᠭᠦᠯᠬᠦ ᠵᠦᠪᠯᠡᠯ ᠡᠴᠡ ᠡᠶᠡᠳᠡᠭᠦᠯᠬᠦ ᠪᠡᠷ ᠲᠠᠮᠵᠢᠨ ᠡᠶᠡᠳᠡᠭᠦᠯᠭᠡ ᠶᠢᠨ ᠭᠡᠯᠡᠯᠴᠡᠭᠡᠷ ᠲᠤᠭᠳᠠᠭᠰᠠᠨ ᠤ ᠰᠡᠭᠦᠯᠡᠷ᠂ ᠬᠣᠶᠡᠷ ᠡᠳᠡᠭᠡᠤᠨ ᠤᠨ ᠲᠤᠬᠠᠢ ᠶᠢᠨ ᠬᠦᠮᠦᠨ ᠨᠢ ᠴᠢᠬᠤᠯᠠᠴᠢᠯᠠᠭ᠎ᠠ ᠲᠠᠢ ᠭᠡᠵᠦ ᠦᠵᠡᠪᠡᠯ ᠡᠶᠡᠳᠡᠭᠦᠯᠬᠡ ᠶᠢᠨ ᠭᠡᠯᠡᠯᠴᠡᠭᠡᠷ ᠭᠦᠴᠤᠨ ᠲᠠᠢ ᠪᠣᠯᠤᠭᠰᠠᠨ ᠤ ᠲᠠᠷᠠᠭ᠎ᠠ ᠭᠣᠴᠢᠨ ᠡᠳᠤᠷ ᠤᠨ ᠲᠣᠳᠣᠷ᠎ᠡ ᠬᠠᠮᠳᠤ ᠪᠠᠷ ᠠᠷᠡᠤᠨ ᠤᠨ ᠰᠢᠭᠦᠭᠦ ᠬᠤᠷᠢᠶᠡᠨ ᠳᠤ ᠬᠠᠤᠯᠢ ᠴᠠᠭᠠᠵᠠ ᠶᠢᠨ ᠨᠣᠳᠡᠯᠡᠯᠳᠡ ᠭᠢᠬᠦ ᠶᠢ ᠡᠷᠡᠮᠡᠯᠵᠡᠯᠡᠵᠦ᠂ ᠠᠷᠡᠤᠨ ᠤᠨ ᠰᠢᠭᠦᠬᠦ ᠬᠣᠷᠢᠶ᠎ᠡ ᠨᠢ ᠴᠠᠭ ᠲᠣᠬᠠᠢ ᠳᠤ ᠨᠢ ᠡᠶᠡᠳᠡᠭᠦᠯᠭᠡ ᠶᠢᠨ ᠭᠡᠯᠡᠯᠴᠡᠭᠡᠷ ᠢ ᠭᠢᠨᠠᠨ ᠪᠠᠢᠢᠴᠠᠭᠠᠵᠦ᠂ ᠡᠶᠡᠳᠡᠭᠦᠯᠬᠡ ᠶᠢᠨ ᠭᠡᠯᠡᠯᠴᠡᠭᠡᠷ ᠦᠨ ᠭᠦᠴᠤᠨ ᠢ ᠬᠠᠤᠯᠢ ᠶᠣᠰᠣᠭᠠᠷ ᠨᠣᠳᠠᠯᠠᠬᠤ ᠭᠡᠷᠡᠭᠳᠡᠢ᠃
ᠠᠷᠡᠤᠨ ᠤᠨ ᠰᠢᠭᠦᠬᠦ ᠬᠣᠷᠢᠶ᠎ᠡ ᠬᠠᠣᠯᠢ ᠶᠣᠰᠣᠭᠠᠷ ᠡᠶᠡᠳᠡᠭᠦᠯᠬᠡ ᠶᠢᠨ ᠭᠡᠯᠡᠯᠴᠡᠭᠡᠷ ᠢ ᠭᠦᠴᠤᠨ ᠲᠠᠢ ᠭᠡᠵᠦ ᠨᠣᠳᠠᠯᠠᠬᠰᠠᠨ ᠤ ᠰᠡᠭᠦᠯᠡᠷ᠂ ᠨᠢᠭᠡ ᠲᠠᠯ᠎ᠠ ᠶᠢᠨ ᠲᠣᠬᠠᠢ ᠶᠢᠨ ᠬᠦᠮᠦᠨ ᠨᠢ ᠭᠦᠢᠴᠡᠤᠨᠬᠡᠬᠦ ᠶᠢ ᠵᠦᠪᠰᠢᠶᠡᠷᠡᠭᠦ ᠦᠬᠡᠢ ᠪᠣᠶᠤ ᠪᠦᠭᠦᠨ ᠢ ᠭᠦᠢᠴᠡᠤᠨᠬᠡᠭᠰᠡᠨ ᠦᠬᠡᠢ ᠪᠣᠯ ᠨᠦᠭᠦᠭᠡ ᠲᠠᠯ᠎ᠠ ᠶᠢᠨ ᠲᠣᠬᠠᠢ ᠶᠢᠨ ᠬᠦᠮᠦᠨ ᠨᠢ ᠠᠷᠡᠤᠨ ᠤᠨ ᠰᠢᠭᠦᠬᠦ ᠬᠣᠷᠢᠶᠡᠨ ᠳᠤ ᠠᠯᠪᠠᠳᠠᠨ ᠭᠦᠢᠴᠡᠤᠨᠬᠡᠬᠦᠯᠬᠦ ᠪᠠᠷ ᠭᠣᠶᠣᠴᠢᠯᠡᠵᠦ ᠪᠣᠯᠤᠨ᠎ᠠ᠃
ᠠᠷᠡᠤᠨ ᠤᠨ ᠰᠢᠭᠦᠭᠦ ᠬᠤᠷᠢᠶ᠎ᠡ ᠠᠴᠠ ᠡᠶᠡᠳᠡᠭᠦᠯᠭᠡ ᠶᠢᠨ ᠭᠡᠯᠡᠯᠴᠡᠭᠡᠷ ᠢ ᠬᠠᠤᠯᠢ ᠶᠣᠰᠣᠭᠠᠷ ᠭᠦᠴᠣᠨ ᠦᠭᠡᠢ ᠭᠡᠵᠦ ᠨᠤᠳᠠᠯᠠᠬᠰᠠᠨ ᠪᠣᠯ ᠲᠣᠬᠠᠢ ᠶᠢᠨ ᠭᠦᠮᠤᠨ ᠨᠢ ᠠᠷᠡᠤᠨ ᠤᠨ ᠡᠶᠡᠳᠡᠭᠦᠯᠬᠦ ᠭᠡᠯᠪᠡᠷᠢ ᠪᠡᠷ ᠲᠠᠮᠵᠢᠨ ᠡᠶᠡᠳᠡᠭᠦᠯᠭᠡ ᠶᠢᠨ ᠭᠡᠯᠡᠯᠴᠡᠬᠡᠷ ᠢ ᠬᠣᠪᠢᠷᠡᠭᠣᠯᠬᠤ ᠪᠣᠶᠤ ᠰᠢᠨ᠎ᠡ ᠡᠶᠡᠳᠡᠭᠦᠯᠭᠡ ᠶᠢᠨ ᠭᠡᠯᠡᠯᠴᠡᠭᠡᠷ ᠲᠤᠬᠳᠠᠵᠦ᠂ ᠪᠠᠰᠠ ᠠᠷᠡᠤᠨ ᠤᠨ ᠰᠢᠭᠦᠬᠦ ᠬᠤᠷᠢᠶᠡᠨ ᠳᠤ ᠵᠠᠭᠠᠯᠳᠤᠵᠦ ᠪᠤᠯᠤᠨ᠎ᠠ᠃
                ᠵᠢᠷᠭᠣᠳᠣᠭᠠᠷ ᠪᠦᠯᠦᠭ ᠲᠠᠭᠠᠯᠳᠣᠭᠣᠯᠤᠯ
ᠭᠣᠴᠢᠨ ᠲᠦᠷᠪᠡᠳᠦᠭᠡᠷ ᠵᠤᠷᠪᠣᠰ ᠰᠢᠶᠠᠡᠭ ᠪᠠᠯᠭᠠᠰᠦ᠂ ᠵᠡᠭᠡᠯᠢ ᠭᠤᠳᠣᠮᠵᠢ᠂ ᠵᠢᠴᠢ ᠨᠡᠢᠢᠬᠡᠮ ᠦᠨ ᠪᠦᠯᠬᠦᠮ ᠪᠣᠶᠤ ᠪᠣᠰᠣᠣᠨ ᠵᠣᠭᠢᠶᠡᠨ ᠪᠠᠢᠢᠭᠣᠯᠤᠯᠳᠡ ᠨᠢ ᠱᠠᠭᠠᠷᠳᠠᠯᠭ᠎ᠠ ᠪᠠᠨ ᠦᠨᠳᠣᠰᠣᠯᠡᠨ᠂ ᠲᠣᠰ ᠬᠠᠣᠯᠢ ᠶᠢᠨ ᠬᠠᠮᠢᠶ᠎ᠡ ᠪᠦᠭᠦᠢ ᠲᠣᠭᠳᠠᠭᠠᠯ ᠢᠶᠠᠷ ᠯᠠᠪᠯᠠᠯᠳᠠ ᠪᠣᠯᠭᠠᠨ᠂ ᠠᠷᠡᠤᠨ ᠤᠨ ᠡᠶᠡᠳᠡᠭᠦᠯᠬᠦ ᠵᠦᠪᠯᠡᠯ ᠢ ᠪᠠᠢᠢᠭᠤᠯᠵᠦ᠂ ᠠᠷᠡᠤᠨ ᠤᠨ ᠲᠤᠮᠳᠠᠭᠢ ᠵᠦᠷᠢᠴᠡᠯ ᠵᠢᠭᠣᠷᠭᠠᠨ ᠢ ᠡᠶᠡᠳᠡᠭᠦᠯᠵᠦ ᠪᠣᠯᠤᠨ᠎ᠡ᠃
ᠭᠣᠴᠢᠨ ᠲᠠᠪᠣᠳᠣᠭᠠᠷ ᠵᠣᠷᠪᠣᠰ ᠲᠣᠰ ᠬᠠᠤᠯᠢ ᠶᠢ2011 ᠣᠨ ᠤ1 ᠰᠠᠷ᠎ᠡ ᠶᠢᠨ1 ᠦ ᠡᠳᠤᠷ ᠠᠴᠠ ᠡᠭᠢᠯᠡᠵᠦ ᠭᠡᠷᠡᠭᠵᠢᠬᠦᠯᠦᠨ᠎ᠡ᠃
  WWW.XLGL12348.GOV.CN
 
0
( 1 ~ 100 )

   
ᠪᠦᠭᠦᠳᠡ ᠨᠠᠢᠢᠷᠠᠮᠳᠠᠬᠤ ᠲᠤᠮᠳᠠᠳᠦ ᠠᠷᠠᠤᠨ ᠤᠯᠤᠰ ᠤᠨ ᠠᠷᠠᠤᠨ ᠤᠨ ᠡᠶᠡᠳᠡᠭᠦᠯᠬᠦ 
  



  

 
      
             
   13684719585   altanhurdu@163.com
           sorqin@sorqin.com
 ICP   12001629  
    15010502000302  